ᠮᠣᠩᠭᠣᠯ ᠪᠢᠴᠢᠭ᠌

ᠡᠷᠢᠶ᠎ᠡ  
    2011ᠵᠢᠯ ᠤᠨ11ᠳ᠋ᠤᠭᠡᠷ ᠰᠠᠷ᠎ᠠ ᠶᠢᠨ22᠊ ᠤ ᠡᠳᠦᠷ iPad᠂ iPhone᠂ iPod touch ᠵᠡᠷᠭᠡ ᠳᠦ ᠬᠡᠷᠡᠭᠯᠡᠵᠦ ᠪᠣᠯᠳᠠᠭ iOS ᠮᠣᠩᠭᠣᠯ ᠰᠤᠹᠲ MongolianTypeWriter᠊ ᠪᠡᠨ ᠦᠨ᠎ᠡ ᠲᠥᠯᠦᠪᠦᠷᠢ ᠦᠭᠡᠢ ᠪᠡᠷ ᠨᠡᠢᠢᠲᠡᠯᠡᠪᠡ᠃
    ᠲᠤᠰ ᠰᠤᠹᠲ ᠨᠢ ᠣᠢᠢᠭᠤᠷᠵᠢᠨ ᠮᠣᠩᠭᠣᠯ ᠦᠰᠦᠭ ᠢ ᠪᠣᠰᠤᠭ᠎ᠠ ᠪᠡᠷ ᠪᠢᠴᠢᠵᠦ ᠪᠣᠯᠬᠤ ᠮᠦᠷᠲᠡᠭᠡᠨ᠂ ᠪᠢᠴᠢᠭ᠍ᠰᠡᠨ ᠠᠭᠤᠯᠭ᠎ᠠ ᠪᠡᠨ ᠬᠠᠳᠠᠭᠠᠯᠠᠬᠤ᠂ ᠬᠠᠳᠠᠭᠠᠯᠠᠭᠰᠠᠨ ᠠᠭᠤᠯᠭ᠎ᠠ ᠪᠡᠨ ᠣᠩᠰᠢᠵᠤ ᠭᠠᠷᠭᠠᠬᠤ᠂ ᠺᠣᠫᠢ᠂ ᠫᠠᠰᠲ᠂ ᠵᠢᠷᠤᠭ ᠪᠡᠷ ᠢᠮᠧᠯ ᠬᠦᠷᠭᠡᠬᠦ ᠵᠡᠷᠭᠡ ᠴᠢᠳᠠᠪᠤᠷᠢ ᠲᠠᠢ ᠶᠣᠮ᠃
    Apple᠊ ᠶᠢᠨ AppStore ᠡᠴᠡ ᠪᠠᠭᠤᠯᠭᠠᠨ ᠠᠪᠴᠤ ᠬᠡᠷᠡᠭᠯᠡᠬᠦ ᠶᠢ ᠬᠦᠰᠡᠵᠦ ᠪᠠᠢᠢᠨ᠎ᠠ᠃ ᠬᠠᠢᠢᠬᠤ ᠵᠠᠩᠭᠢᠯᠭ᠎ᠠ ᠶᠢᠨ ᠦᠭᠡ ᠨᠢ almas ᠪᠣᠶᠤ mongol ᠶᠣᠮ᠃

    ᠬᠡᠰᠡᠭ ᠵᠢᠱᠢᠶ᠎ᠡ ᠵᠢᠷᠤᠭ ᠤᠳ

iPhone ᠨᠢᠭᠡ ᠬᠣᠶᠠᠷ ᠭᠤᠷᠪᠠ ᠳᠥᠷᠪᠡ ᠲᠠᠪᠤ
iPad     ᠨᠢᠭᠡ ᠬᠣᠶᠠᠷ ᠭᠤᠷᠪᠠ ᠳᠥᠷᠪᠡ

ᠳᠠᠷᠤᠪᠴᠢ ᠶᠢᠨ ᠪᠠᠢᠢᠷᠢ


Icon᠊ ᠤ ᠲᠠᠢᠢᠯᠪᠤᠷᠢ
ᠬᠠᠳᠠᠭᠠᠯᠭᠰᠠᠨ ᠠᠭᠤᠯᠭ᠎ᠠ ᠪᠡᠨ ᠢᠯᠡᠷᠡᠭᠦᠯᠦᠨ᠎ᠡ᠃
ᠠᠭᠤᠯᠭ᠎ᠠ ᠨᠡᠮᠡᠬᠦ ᠪᠣᠶᠤ ᠥᠭᠡᠷᠠᠴᠢᠯᠡᠭᠦ ᠳᠤ ᠬᠡᠷᠡᠭᠯᠡᠨ᠎ᠡ᠃ ᠠᠩᠬ᠎ᠠ ᠡᠬᠢᠯᠡᠭᠦ ᠳᠦ « ᠲᠣᠣᠷ ᠰᠦᠯᠵᠢᠶ᠎ᠡ » ᠭᠡᠬᠦ ᠵᠣᠬᠢᠶᠠᠯ ᠵᠢᠱᠢᠶ᠎ᠡ ᠪᠣᠯᠵᠤ ᠢᠯᠡᠷᠡᠨ᠎ᠡ᠃ ᠡᠬᠦᠨ ᠢ ᠪᠠᠯᠠᠯᠤᠭᠰᠠᠨ ᠤ ᠳᠠᠷᠠᠭ᠎ᠠ ᠥᠪᠡᠷ ᠤᠨ ᠠᠭᠤᠯᠭ᠎ᠠ ᠪᠡᠨ ᠪᠢᠴᠢᠭᠡᠷᠡᠢ᠃ ᠠᠭᠤᠯᠭ᠎ᠠ ᠪᠡᠨ ᠬᠠᠳᠠᠭᠠᠯᠠᠭᠰᠠᠨ ᠤ ᠳᠠᠷᠠᠭ᠎ᠠ ᠲᠤᠰ ᠵᠤᠬᠢᠶᠠᠯ ᠳᠠᠬᠢᠵᠤ ᠢᠯᠡᠷᠡᠬᠦ ᠦᠭᠡᠢ᠃ ᠳᠠᠷᠤᠭᠤᠯ ᠦᠵᠡᠭᠳᠡᠭᠰᠡᠨ ᠤ ᠳᠠᠷᠠᠭ᠎ᠠ ᠠᠩᠭ᠍ᠯᠢ ᠦᠰᠦᠭ ᠢ ᠠᠰᠢᠭᠯᠠᠨ ᠮᠣᠩᠭᠣᠯ ᠦᠰᠦᠭ ᠪᠢᠴᠢᠨ᠎ᠡ᠃ ᠪᠢᠴᠢᠭ᠍ᠳᠡᠭᠰᠡᠨ ᠦᠭᠡ ᠨᠢ ᠤᠷᠢᠳᠠᠪᠡᠷ ᠵᠡᠭᠦᠨ ᠲᠠᠯ᠎ᠠ ᠳᠤ ᠢᠯᠡᠷᠡᠵᠦ᠂ ᠬᠣᠭᠣᠰᠣᠨ ᠳᠠᠷᠤᠪᠴᠢ ᠶᠢ ᠳᠠᠷᠤᠭᠰᠠᠨ ᠤ ᠳᠠᠷᠠᠭ᠎ᠠ ᠭᠣᠣᠯ ᠠᠭᠤᠯᠭ᠎ᠠ ᠳᠤ ᠨᠡᠮᠡᠭᠳᠡᠨ᠎ᠡ ᠃ ᠭᠣᠣᠯ ᠠᠭᠤᠯᠭ᠎ᠠ ᠳᠡᠭᠡᠷ᠎ᠡ ᠳᠣᠶᠢᠪᠠᠯ ᠳᠠᠷᠤᠭᠤᠯ ᠨᠢᠭᠤᠭᠳᠠᠨ᠎ᠡ᠃ ᠠᠭᠤᠯᠭ᠎ᠠ ᠨᠢ ᠨᠢᠭᠡ ᠬᠠᠭᠤᠳᠠᠰᠦ ᠳᠦᠭᠦᠷᠦᠭᠡᠳ ᠬᠡᠰᠡᠭ ᠠᠭᠤᠯᠭ᠎ᠠ ᠨᠢ ᠦᠵᠡᠭᠳᠡᠭᠦ ᠪᠡᠨ ᠪᠠᠢᠢᠪᠠᠯ ᠂ ᠨᠢᠭᠡ ᠬᠤᠷᠤᠭᠤ ᠪᠡᠷ ᠵᠡᠭᠦᠨᠰᠢ ᠪᠠᠷᠠᠭᠤᠨᠰᠢ ᠢᠯᠢᠪᠡᠯ ᠢᠯᠪᠢᠭ᠍ᠰᠡᠨ ᠵᠦᠭ ᠲᠦ ᠰᠢᠯᠵᠢᠨ᠎ᠡ᠃
  ᠰᠠᠢᠢᠨ ᠪᠠᠢᠢᠨ᠎ᠠ ᠤᠤ (saiin baiinAaSvv  )
ᠮᠣᠩᠭᠣᠯ(M) ᠠᠩᠭ᠍ᠯᠢ(E) ᠪᠢᠴᠢᠯᠭᠡ ᠰᠣᠯᠢᠪᠴᠢᠯᠠᠨ᠎ᠡ᠃
iPhone iPod touch᠊ ᠤᠨ ᠦᠶ᠎ᠡ ᠳᠦ ᠬᠠᠮᠤᠭ ᠡᠮᠥᠨᠡᠬᠢ ᠣᠷᠣᠨ ᠳᠤ ᠰᠢᠯᠵᠢᠨ᠎ᠡ᠃
iPad᠊ ᠤᠨ ᠦᠶ᠎ᠡ ᠳᠦ 10 ᠦᠭᠡ ᠡᠮᠥᠨᠡᠰᠢ ᠰᠢᠯᠵᠢᠨ᠎ᠡ᠃ 2 ᠰᠧᠺᠦ᠋ᠨ᠋ᠳ᠋ ᠳᠠᠷᠤᠭᠰᠠᠨ ᠤ ᠳᠠᠷᠠᠭ᠎ᠠ ᠬᠤᠷᠤᠭᠤ ᠪᠡᠨ ᠰᠠᠯᠭᠠᠯ ᠦᠭᠡᠢ ᠬᠥᠳᠡᠯᠭᠡᠪᠡᠯ 10 ᠦᠭᠡ ᠪᠡᠷ ᠬᠤᠷᠳᠤᠨ ᠡᠮᠥᠨᠡᠰᠢ ᠰᠢᠯᠵᠢᠨ᠎ᠡ᠃
ᠳᠡᠭᠡᠭᠰᠢ ᠪᠡᠨ ᠨᠢᠭᠡ ᠣᠷᠤ ᠰᠢᠯᠵᠢᠨ᠎ᠡ᠃
2 ᠰᠧᠺᠦ᠋ᠨ᠋ᠳ᠋ ᠳᠠᠷᠤᠭᠰᠠᠨ ᠤ ᠳᠠᠷᠠᠭ᠎ᠠ ᠬᠤᠷᠤᠭᠤ ᠪᠡᠨ ᠰᠠᠯᠭᠠᠯ ᠦᠭᠡᠢ ᠬᠥᠳᠡᠯᠭᠡᠪᠡᠯ 1 ᠦᠭᠡ ᠪᠡᠷ ᠬᠤᠷᠳᠤᠨ ᠳᠡᠭᠡᠭᠰᠢ ᠪᠡᠨ ᠰᠢᠯᠵᠢᠨ᠎ᠡ᠃
ᠳᠣᠷᠣᠭᠰᠢ ᠪᠡᠨ ᠨᠢᠭᠡ ᠣᠷᠤᠨ ᠰᠢᠯᠵᠢᠨ᠎ᠡ᠃
2 ᠰᠧᠺᠦ᠋ᠨ᠋ᠳ᠋ ᠳᠠᠷᠤᠭᠰᠠᠨ ᠤ ᠳᠠᠷᠠᠭ᠎ᠠ ᠬᠤᠷᠤᠭᠤ ᠪᠡᠨ ᠰᠠᠯᠭᠠᠯ ᠦᠭᠡᠢ ᠬᠥᠳᠡᠯᠭᠡᠪᠡᠯ 1 ᠦᠭᠡ ᠪᠡᠷ ᠬᠤᠷᠳᠤᠨ ᠳᠣᠷᠣᠭᠰᠢ ᠪᠡᠨ ᠰᠢᠯᠵᠢᠨ᠎ᠡ᠃
iPhone ᠪᠠ iPod touch᠊ ᠤᠨ ᠦᠶ᠎ᠡ ᠳᠦ ᠬᠠᠮᠤᠭ ᠬᠣᠢᠢᠨ᠎ᠡ ᠣᠷᠣᠨ ᠳᠤ ᠰᠢᠯᠵᠢᠨ᠎ᠡ᠃
iPad᠊ ᠤᠨ ᠦᠶ᠎ᠡ ᠳᠦ 10 ᠦᠭᠡ ᠬᠣᠢᠢᠨ᠎ᠡ ᠰᠢᠯᠵᠢᠨ᠎ᠡ᠃ 2 ᠰᠧᠺᠦ᠋ᠨ᠋ᠳ᠋ ᠡᠴᠡ ᠤᠷᠲᠤ ᠳᠠᠷᠤᠭᠰᠠᠨ ᠤ ᠳᠠᠷᠠᠭ᠎ᠠ ᠬᠤᠷᠤᠭᠤ ᠪᠡᠨ ᠰᠠᠯᠭᠠᠯ ᠦᠭᠡᠢ ᠬᠥᠳᠡᠯᠭᠡᠪᠡᠯ 10 ᠦᠭᠡ ᠪᠡᠷ ᠬᠤᠷᠳᠤᠨ ᠬᠣᠢᠢᠰᠢ ᠰᠢᠯᠵᠢᠨ᠎ᠡ᠃
ᠪᠢᠴᠢᠭ᠍ᠰᠡᠨ ᠠᠭᠤᠯᠭ᠎ᠠ ᠪᠡᠨ ᠴᠡᠭᠡᠵᠢᠯᠡᠨ᠎ᠡ᠃
ᠴᠡᠭᠡᠵᠢᠯᠡᠭᠰᠡᠨ ᠠᠭᠤᠯᠭ᠎ᠠ ᠪᠡᠨ ᠢᠯᠡᠷᠡᠭᠦᠯᠦᠨ᠎ᠡ᠃
ᠪᠢᠴᠢᠭ᠍ᠰᠡᠨ ᠠᠭᠤᠯᠭ᠎ᠠ ᠪᠡᠨ ᠪᠠᠯᠠᠯᠤᠨ᠎ᠠ᠃
ᠪᠢᠴᠢᠭ᠍ᠰᠡᠨ ᠠᠭᠤᠯᠭ᠎ᠠ ᠪᠡᠨ ᠬᠠᠲᠠᠭᠠᠯᠠᠨ᠎ᠠ᠃
ᠢᠮᠧᠯ ᠬᠦᠷᠭᠡᠨ᠎ᠡ᠃ ᠣᠳᠣᠬᠠᠨ ᠳᠤ ᠢᠮᠧᠯ ᠤᠨ ᠠᠭᠤᠯᠭ᠎ᠠ ᠶᠢ ᠮᠣᠩᠭᠣᠯ ᠶᠢᠡᠷ ᠢᠯᠡᠷᠡᠭᠦᠯᠬᠦ ᠰᠤᠹᠲ ᠴᠥᠭᠡᠨ ᠲᠤᠯᠠ ᠲᠤᠰ ᠰᠤᠹᠲ ᠲᠤ PNG ᠵᠢᠷᠤᠭ ᠶᠢᠡᠷ ᠬᠦᠷᠭᠡᠨ᠎ᠡ᠃
ᠲᠤᠰ ᠬᠠᠪᠰᠤᠷᠤᠯᠭ᠎ᠠ ᠶᠢ ᠢᠯᠡᠷᠠᠭᠦᠯᠡᠨ᠎ᠡ᠃
ᠪᠣᠰᠤᠳ ᠰᠤᠩᠭᠤᠯᠲᠠ ᠶᠢ ᠢᠯᠡᠷᠠᠭᠦᠯᠦᠨ᠎ᠡ (iPhone ᠪᠠ iPod touch)᠃


ᠣᠨᠴᠤᠭᠤᠢ ᠳᠦᠷᠰᠦ ᠶᠢᠨ ᠲᠤᠬᠠᠢ
᠊ᠨ(n)᠂ ᠊ᠯ(l)᠂ ᠊ᠷ(r)᠂ ᠊ᠮ(m)᠂ ᠊ᠢ(ᠶ)᠂ ᠊ᠸ᠋(ᠸ)᠂᠊ᠬ(h)᠂ ᠊ᠭ᠋ (g) ᠵᠡᠷᠭᠡ ᠶᠢᠨ ᠳᠠᠷᠠᠭ᠎ᠠ ᠪᠢᠴᠢᠭ᠍ᠳᠡᠬᠦ ᠠ᠂ᠡ ᠤᠨ ᠴᠠᠴᠤᠯᠭ᠎ᠠ ᠶᠢ A(ᠲᠣᠮᠤ)᠊ ᠶᠢᠡᠷ ᠬᠣᠯᠪᠤᠵᠤ ᠪᠢᠴᠢᠨ᠎ᠡ᠃
  ᠪᠠᠢᠢᠨ᠎ᠠ(baiinAa)᠂ ᠥᠭᠭᠦᠨ᠎ᠡ(oggunAe)
  ᠲᠠᠯ᠎ᠠ(talAa)᠂ ᠢᠷᠡᠯ᠎ᠡ(irelAe)
  ᠰᠠᠷ᠎ᠠ(sarAa)᠂ ᠦᠷ᠎ᠡ(urAe)
  ᠤᠷᠮ᠎ᠠ(vrmAa)᠂ ᠰᠦᠮ᠎ᠡ(sumAe)
  ᠲᠠᠷᠢᠶ᠎ᠠ(tariyAa)᠂ ᠦᠶ᠎ᠡ(uyAe)
  ᠭᠣᠸ᠎ᠠ(gwWAa)
  ᠪᠠᠬ᠎ᠠ(bahAa)
  ᠪᠠᠭ᠎ᠠ(bagAa)
ᠬᠠᠷᠢ ᠭᠠᠷᠤᠯᠲᠠᠢ ᠦᠭᠡᠨ ᠦ ᠳᠤᠤᠷ᠎ᠠ ᠪᠢᠴᠢᠭ᠍ᠳᠡᠬᠦ ᠣ(4) ᠊ᠣ᠋=(wD) ᠣ(5) ᠊ᠣ᠋=(vD)
  ᠲᠣᠺᠢᠣ᠋(twkiwD)᠂ ᠺᠢᠨᠤ᠋(kinvD)
ᠢ ᠡᠭᠡᠰᠢᠭ᠌ ᠤᠨ ᠳᠠᠷᠠᠭ᠎ᠠ ᠪᠢᠴᠢᠭ᠍ᠳᠡᠬᠦ ᠊ᠭ᠍᠊=(gG)᠂ ᠊ᠭ᠌=(gF)
  ᠪᠢᠴᠢᠭ᠍ᠳᠡᠬᠦ(biqigGdehu)᠂ ᠪᠢᠴᠢᠭ᠌(biqigF)
ᠬᠠᠷᠢ ᠭᠠᠷᠤᠯᠲᠠᠢ ᠦᠭᠡ ᠶᠢᠨ ᠳᠤᠮᠳᠠ ᠪᠢᠴᠢᠭ᠍ᠳᠡᠬᠦ ᠲ=(tD)
  ᠮᠠᠲ᠋ᠧᠷᠢᠶᠠᠯ(matDEriyal)᠂ ᠢᠨᠲ᠋ᠧᠷᠨᠠᠼᠢᠤᠨᠠᠯ(intDErnacivnal)
ᠦᠭᠡ ᠶᠢᠨ ᠡᠬᠢᠨ ᠳᠦ ᠪᠢᠴᠢᠭ᠍ᠳᠡᠬᠦ ᠳ=(dD)
  ᠳ᠋ᠦᠩᠨᠡᠯᠲᠡ(dDuNnelte)
ᠴᠢᠩᠭ᠎ᠠ ᠬᠥᠨᠳᠡᠢ ᠬᠣᠯᠢᠯᠲᠤᠭᠰᠠᠨ ᠬᠦᠮᠦᠨ ᠦ ᠨᠡᠷ᠎ᠡ ᠳᠦ ᠪᠢᠴᠢᠭ᠍ᠳᠡᠬᠦ ᠊ᠥ᠋᠊(6᠂7)=(oD᠂ uD)᠂ ᠊ᠥ᠌᠊(6᠂7)=(oF᠂ uF)
  ᠨᠠᠰᠤᠨᠪᠦ᠋ᠬᠡ(nasvnbuDhe)᠂ ᠪᠠᠲᠤᠥ᠌ᠯᠵᠢ(batvoFlji)
ᠭ ᠭᠡᠢᠢᠭᠦᠯᠦᠭᠴᠢ ᠶᠢᠨ ᠦᠭᠡ ᠶᠢᠨ ᠳᠣᠮᠳᠠ ᠣᠷᠤᠬᠤ ᠊ᠭ᠋᠊᠂ ᠊ᠭ᠋ ᠂ ᠳᠦᠷᠰᠦ ᠨᠢ ᠰ᠊᠂ ᠊ᠳ᠊ ᠬᠣᠶᠠᠷ ᠭᠡᠢᠢᠭᠦᠯᠦᠭᠴᠢ ᠶᠢᠨ ᠳᠠᠷᠠᠭ᠎ᠠ ᠣᠷᠤᠬᠤ ᠳᠤ ᠪᠡᠨ ᠲᠤᠰᠤᠯ ᠶᠢᠡᠨ ᠣᠷᠬᠢᠳᠠᠭ ᠶᠣᠮ᠃
  ᠲᠠᠰᠭᠠᠯ(tasgal)᠂ ᠳᠠᠳᠭᠠᠯ(dadgal)


ᠳᠠᠭᠠᠪᠣᠷᠢ ᠶᠢᠨ ᠲᠤᠬᠠᠢ
ᠰᠠᠯᠤᠩᠬᠢᠳᠠ ᠪᠢᠴᠢᠬᠦ ᠳᠠᠭᠠᠪᠥᠷᠢ ᠶᠢ ᠮᠦᠷ ᠤᠨ ᠡᠬᠢᠨ ᠳᠦ ᠢᠯᠡᠷᠠᠭᠦᠯᠬᠦ ᠦᠭᠡᠢ ᠶᠢᠨ ᠲᠥᠯᠥᠭᠡ ᠡᠮᠦᠨᠡᠬᠢ ᠦᠭᠡ ᠲᠠᠢ ᠪᠡᠨ S(ᠲᠣᠮᠤ) ᠪᠡᠷ ᠬᠣᠯᠪᠤᠵᠤ ᠪᠢᠴᠢᠬᠦ ᠴᠢᠬᠤᠯᠠᠲᠠᠢ᠃ ᠳᠠᠭᠠᠪᠤᠷᠢ ᠨᠢ ᠳᠠᠪᠬᠤᠷᠯᠠᠨᠳᠠᠨ ᠬᠡᠷᠡᠭᠯᠡᠭᠳᠡᠨᠰᠡᠨ ᠦᠶ᠎ᠡ ᠳᠦ ᠴᠦ ᠬᠣᠭᠤᠷᠤᠨᠳᠤ ᠨᠢ S(ᠲᠣᠮᠤ) ᠪᠡᠷ ᠬᠣᠯᠪᠤᠵᠤ ᠪᠢᠴᠢᠨ᠎ᠡ᠃
  ᠳᠦᠷᠰᠦ ᠪᠡᠷ(dursuSber)
  ᠦᠭᠡ ᠶᠢᠨ(ugeSyin)
  ᠳᠠᠭᠤᠳᠠᠯᠭ᠎ᠠ ᠪᠡᠷ ᠶᠢᠡᠨ(dagvdalgAaSberSyien)

ᠠᠷᠭ᠎ᠠ ᠳᠠᠭᠠᠪᠤᠷᠢ ᠲᠠᠢᠢᠯᠪᠤᠷᠢ
Syin ᠊ ᠶᠢᠨ ᠡᠭᠡᠰᠢᠭ᠌ ᠶᠢᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Svn ᠊ ᠤᠨ (᠊ᠨ) ᠡᠴᠡ ᠪᠣᠰᠤᠳ ᠭᠡᠢᠢᠭᠦᠯᠦᠭᠴᠢ ᠪᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Sv ᠊ ᠤ (᠊ᠨ) ᠳᠡᠪᠢᠰᠭᠡᠷ ᠶᠢᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Sdv
Sdvr
᠊ ᠳᠤ
᠊ ᠳᠤᠷ
ᠡᠭᠡᠰᠢᠭ᠌ ᠪᠠ (᠊ᠨ᠂ ᠊ᠮ᠂ ᠊ᠯ᠂ ᠊ᠩ) ᠵᠡᠷᠭᠡ ᠵᠥᠭᠡᠯᠡᠨ ᠳᠡᠪᠢᠰᠭᠡᠷ ᠶᠢᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Stv
Stvr
᠊ ᠲᠤ
᠊ ᠲᠤᠷ
(᠊ᠪ᠂ ᠊ᠭ᠂ ᠊ᠷ᠂ ᠊ᠰ᠂ ᠊ᠳ)ᠵᠡᠷᠭᠡ ᠬᠠᠲᠠᠭᠤ ᠳᠡᠪᠢᠰᠭᠡᠷ ᠶᠢᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Syi ᠊ ᠶᠢ ᠡᠭᠡᠰᠢᠭ᠌ ᠶᠢᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Si ᠊ ᠢ ᠭᠡᠢᠢᠭᠦᠯᠦᠭᠴᠢ ᠪᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Seqe ᠊ ᠡᠴᠡ ᠡᠭᠡᠰᠢᠭ᠌ ᠭᠡᠢᠢᠭᠦᠯᠦᠭᠴᠢ ᠢᠯᠭᠠᠯ ᠦᠭᠡᠢ ᠬᠡᠷᠡᠭᠯᠡᠨ᠎ᠡ
Sber ᠊ ᠪᠡᠷ ᠡᠭᠡᠰᠢᠭ᠌ ᠶᠢᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Syier ᠊ ᠶᠢᠡᠷ ᠭᠡᠢᠢᠭᠦᠯᠦᠭᠴᠢ ᠪᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Stai
SlvgAa
Slvge
᠊ ᠲᠠᠢ
᠊ ᠯᠤᠭ᠎ᠠ
᠊ ᠯᠤᠭᠡ
ᠡᠭᠡᠰᠢᠭ᠌ ᠭᠡᠢᠢᠭᠦᠯᠦᠭᠴᠢ ᠢᠯᠭᠠᠯ ᠦᠭᠡᠢ ᠬᠡᠷᠡᠭᠯᠡᠨ᠎ᠡ᠃
ᠴᠢᠩᠭ᠎ᠠ ᠦᠭᠡᠨ ᠦ ᠳᠠᠷᠠᠭ᠎ᠠ(ᠯᠤᠭ᠎ᠠ)
ᠬᠥᠨᠳᠡᠢ ᠦᠭᠡᠨ ᠦ ᠳᠠᠷᠠᠭ᠎ᠠ(ᠯᠤᠭᠡ)
Snvgvd
Snvgud
᠊ ᠨᠤᠭᠤᠳ
᠊ ᠨᠤᠭᠦᠳ
ᠡᠭᠡᠰᠢᠭ᠌ ᠪᠠ (᠊ᠨ) ᠭᠡᠢᠢᠭᠦᠯᠦᠭᠴᠢ ᠪᠡᠷ ᠲᠡᠭᠦᠰᠦᠭᠰᠡᠨ ᠦᠭᠡᠨ ᠳᠦ ᠴᠢᠩᠭ᠎ᠠ ᠬᠥᠨᠳᠡᠢ ᠶᠢ ᠢᠯᠭᠠᠵᠤ ᠭᠡᠷᠡᠭᠯᠡᠨ᠎ᠡ
Svd ᠊ ᠤᠳ (᠊ᠨ) ᠡᠴᠡ ᠪᠣᠰᠤᠳ ᠭᠡᠢᠢᠭᠦᠯᠦᠭᠴᠢ ᠪᠡᠷ ᠲᠡᠭᠦᠰᠦᠭᠰᠡᠨ ᠨᠡᠷ᠎ᠡ ᠦᠭᠡᠨ ᠳᠦ ᠬᠡᠷᠡᠭᠯᠡᠨ᠎ᠡ
Sben ᠊ ᠪᠡᠨ ᠡᠭᠡᠰᠢᠭ᠌ ᠶᠢᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Syien ‍᠊ ᠶᠢᠡᠨ ᠭᠡᠢᠢᠭᠦᠯᠦᠭᠴᠢ ᠪᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Smini ᠊ ᠮᠢᠨᠢ ᠨᠢᠭᠡᠳᠦᠭᠡᠷ ᠪᠡᠶ᠎ᠡ ᠳᠦ ᠬᠡᠷᠡᠭᠯᠡᠨ᠎ᠡ
Sqini ᠊ ᠴᠢᠨᠢ ᠬᠣᠶᠠᠳᠤᠭᠠᠷ ᠪᠡᠶ᠎ᠡ ᠳᠦ ᠬᠡᠷᠡᠭᠯᠡᠨ᠎ᠡ
Sni ᠊ ᠨᠢ ᠭᠤᠷᠪᠠᠳᠤᠭᠠᠷ ᠪᠡᠶ᠎ᠡ ᠳᠦ ᠬᠡᠷᠡᠭᠯᠡᠨ᠎ᠡ

ᠠᠯᠮᠠᠰ ᠺᠣᠮᠫᠠᠨᠢ
email : mongol@almas.co.jp
tel : +81-3-5688-2081
fax : +81-3-5688-2082