ᠮᠣᠩᠭᠣᠯ ᠪᠢᠴᠢᠭ᠌

ᠡᠷᠢᠶ᠎ᠡ  

ᠬᠣᠯᠪᠤᠬᠤ ᠡᠭᠡᠰᠢᠭ᠌ ᠦᠨ ᠳᠦᠷᠢᠮ

ᠮᠣᠩᠭᠤᠯ ᠬᠡᠯᠡᠨ ᠳᠦ᠂ ᠵᠠᠷᠢᠮ ᠭᠡᠢᠢᠭᠦᠯᠦᠭᠴᠢ ᠪᠡᠷ ᠲᠡᠭᠦᠰᠦᠭᠰᠡᠨ ᠦᠭᠡᠨ ᠳᠦ ᠭᠡᠢᠢᠭᠦᠯᠦᠭᠴᠢ ᠪᠡᠷ ᠡᠬᠢᠯᠡᠭᠰᠡᠨ ᠳᠠᠭᠠᠪᠤᠷᠢ ᠵᠠᠯᠭᠠᠬᠤ ᠳᠤ ᠨᠢᠭᠡᠨ ᠡᠭᠡᠰᠢᠭ᠌ ᠨᠡᠮᠡᠭᠳᠡᠭᠰᠡᠨ ᠰᠢᠨ᠎ᠡ ᠦᠶ᠎ᠡ ᠪᠦᠲᠦᠳᠡᠭ᠂ ᠡᠨᠡᠬᠦ ᠨᠡᠮᠡᠭᠳᠡᠭᠰᠡᠨ ᠡᠭᠡᠰᠢᠭ᠌ ᠢ ᠬᠣᠯᠪᠤᠬᠤ ᠡᠭᠡᠰᠢᠭ᠌ ᠭᠡᠳᠡᠭ᠃

(1) ᠬᠤᠪᠢᠯᠤᠭᠴᠢ ᠵᠢᠷᠭᠤᠭᠠᠨ ᠦᠰᠦᠭ «᠊ᠨ(n)᠂ ᠊ᠪ(b)᠂ ᠊ᠳ(d)᠂ ᠊ᠷ(r)᠂ ᠊ᠰ(s)᠂ ᠊ᠯ(l)» ᠶᠢᠡᠷ ᠲᠡᠭᠦᠰᠦᠭᠰᠡᠨ ᠦᠭᠡ ᠶᠢᠨ ᠳᠠᠷᠠᠭ᠎ᠠ᠂ « ᠨ(n)᠂ᠭ(g)᠂ ᠯ(l)᠂ ᠮ(m)᠂ ᠰ(s)᠂ ᠶ(y)᠂ ᠷ(r)» ᠵᠡᠷᠭᠡ ᠦᠰᠦᠭ ᠶᠢᠡᠷ ᠡᠬᠢᠯᠡᠭᠰᠡᠨ «ᠬᠤᠪᠢᠯᠭᠠᠭᠴᠢ ᠳᠠᠭᠠᠪᠤᠷᠢ» ᠪᠣᠯᠤᠨ ᠤᠷᠲᠤᠳᠭᠠᠯ «᠊ᠭᠠ᠊᠂ ᠊ᠭᠡ᠊᠂ ᠊ᠭᠤ᠊᠂ ᠊ᠭᠦ᠊»  ᠶᠢ ᠵᠠᠯᠭᠠᠬᠤ ᠳᠤ ᠬᠣᠭᠤᠷᠤᠨᠳᠤ ᠨᠢ ᠡᠭᠡᠰᠢᠭ᠌ «᠊ᠤ᠊» ᠨᠡᠮᠡᠭᠳᠡᠨ᠎ᠡ᠃ ᠵᠢᠱ᠋ᠢᠶᠡᠯᠡᠪᠡᠯ:

ᠭᠠᠷ + ᠊ᠯ᠎ᠠ = ᠭᠠᠷᠤᠯ᠎ᠠ

ᠠᠪ + ᠊ᠭᠰᠠᠨ = ᠠᠪᠤᠭᠰᠰᠠᠨ

ᠦᠢᠯᠡᠳ + ᠊ᠮᠡᠷ = ᠦᠢᠯᠡᠳᠦᠮᠡᠷ

ᠰᠣᠨᠤᠰ + ᠊ᠶ᠎ᠠ = ᠰᠣᠨᠤᠰᠤᠶ᠎ᠠ

ᠬᠠᠭᠠᠯ + ᠊ᠭᠠᠷᠠᠢ = ᠬᠠᠭᠠᠯᠤᠭᠠᠷᠠᠢ ᠭᠡᠬᠦ ᠮᠡᠲᠦ᠃

(2) ᠬᠣᠯᠪᠤᠬᠤ ᠡᠭᠡᠰᠢᠭ᠌ ᠦᠨ ᠳᠦᠷᠢᠮ ᠦᠨ ᠣᠨᠴᠤᠭᠤᠢ ᠦᠵᠡᠭᠳᠡᠯ

ᠳᠡᠭᠡᠷ᠎ᠡ ᠳᠤᠷᠠᠳᠤᠭᠰᠠᠨ ᠬᠣᠯᠪᠤᠬᠤ ᠡᠭᠡᠰᠢᠭ᠌ ᠦᠨ ᠳᠦᠷᠢᠮ ᠨᠢ ᠣᠯᠠᠩᠬᠢ ᠪᠠᠢᠢᠳᠠᠯ ᠳᠤ ᠲᠣᠬᠢᠷᠠᠳᠠᠭ ᠪᠣᠯᠪᠠᠴᠤ ᠳᠣᠣᠷ᠎ᠠ ᠳᠤᠷᠠᠳᠤᠭᠰᠠᠨ ᠵᠠᠷᠢᠮ ᠣᠨᠴᠤᠭᠤᠢ ᠪᠠᠢᠢᠳᠠᠯ ᠳᠤ ᠲᠣᠬᠢᠷᠠᠬᠤ ᠦᠭᠡᠢ ᠪᠠᠢᠢᠳᠠᠭ᠃

① ᠬᠣᠯᠪᠤᠬᠤ ᠡᠭᠡᠰᠢᠭ᠌ ᠨᠢ ᠣᠯᠠᠩᠬᠢ ᠳᠠᠭᠠᠨ «᠊ᠤ᠊» ᠪᠠᠢᠢᠳᠠᠭ ᠪᠣᠯᠪᠠᠴᠤ ᠵᠠᠷᠢᠮ ᠦᠭᠡᠨ ᠳᠦ «᠊ᠷᠬᠡᠭ(᠊ᠯᠬᠡᠭ)᠂᠊ᠩ» ᠵᠡᠷᠭᠡ ᠳᠠᠭᠠᠪᠤᠷᠢ ᠶᠢ ᠵᠠᠯᠭᠠᠬᠤ ᠳᠤ «᠊ᠠ᠊(a,e)» ᠪᠡᠷ ᠬᠣᠯᠪᠤᠬᠤ ᠡᠭᠡᠰᠢᠭ᠌ ᠶᠢᠡᠨ ᠪᠣᠯᠭᠠᠳᠠᠭ᠃ ᠵᠢᠱᠢᠶᠡᠯᠡᠪᠡᠯ :

ᠳᠣᠭᠤᠯ + ᠊ᠩ = ᠳᠣᠭᠤᠯᠠᠩ

ᠳᠦᠭᠦᠷ + ᠊ᠩ = ᠳᠦᠭᠦᠷᠡᠩ

ᠰᠦᠷ + ᠊ᠯᠭᠡᠭ = ᠰᠦᠷᠡᠯᠭᠡᠭ

ᠭᠠᠰᠠᠯ + ᠊ᠩ = ᠭᠠᠰᠠᠯᠠᠩ

② «᠊ᠪ᠊(b)» ᠪᠡᠷ ᠡᠬᠢᠯᠡᠭᠰᠡᠨ ᠳᠠᠭᠠᠪᠤᠷᠢ(᠊ᠪᠠ᠂᠊ᠪᠠᠯ᠂᠊ᠪᠠᠴᠤ᠂᠊ᠪᠠᠰᠤ) ᠶᠢ ᠦᠭᠡ ᠶᠢᠨ ᠳᠠᠷᠠᠭ᠎ᠠ ᠵᠠᠯᠭᠠᠬᠤ ᠳᠤ ᠶᠡᠷᠦ ᠶᠢᠨ ᠪᠠᠢᠢᠳᠠᠯ ᠳᠣᠣᠷ᠎ᠠ ᠬᠣᠯᠪᠤᠬᠤ ᠡᠭᠡᠰᠢᠭ᠌ ᠠᠪᠬᠤ ᠦᠭᠡᠢ᠃ ᠭᠡᠪᠡᠴᠦ ᠭᠡᠢᠢᠭᠦᠯᠦᠭᠴᠢ «᠊ᠪ᠊(b)» ᠶᠢᠡᠷ ᠲᠡᠭᠦᠰᠦᠭᠰᠡᠨ ᠦᠭᠡ ᠳᠣᠬᠢᠶᠠᠯᠳᠤᠬᠤ ᠦᠶ᠎ᠡ ᠳᠦ ᠬᠣᠯᠪᠤᠬᠤ ᠡᠭᠡᠰᠢᠭ᠌ ᠠᠪᠳᠠᠭ᠃ ᠵᠢᠱᠢᠶᠡᠯᠡᠪᠡᠯ :

ᠠᠪ + ᠊ᠪᠠ = ᠠᠪᠤᠪᠠ

ᠠᠪ + ᠊ᠪᠠᠰᠤ = ᠠᠪᠤᠪᠠᠰᠤ

ᠠᠪ + ᠊ᠪᠠᠴᠤ = ᠠᠪᠤᠪᠠᠴᠤ ᠭᠡᠬᠦ ᠮᠡᠲᠦ᠃

«ᠬᠥᠪ᠂ ᠵᠢᠪ»ᠭᠡᠬᠦ ᠬᠣᠶᠠᠷ ᠦᠭᠡᠨ ᠳᠦ «᠊ᠪ᠊(b) » ᠶᠢᠡᠷ ᠡᠬᠢᠯᠡᠭᠡᠭᠰᠡᠨ ᠳᠠᠭᠠᠪᠤᠷᠢ ᠵᠠᠯᠭᠠᠬᠤ ᠳᠤ ᠬᠣᠯᠪᠤᠬᠤ ᠡᠭᠡᠰᠢᠭ᠌ ᠢ ᠨᠢ «ᠪᠤ» ᠪᠡᠷ ᠢᠯᠡᠳᠭᠡᠳᠡᠭ᠃ ᠵᠢᠱᠢᠶᠡᠯᠡᠪᠡᠯ :

ᠵᠢᠪ + ᠊ᠪᠡ = ᠵᠢᠪᠪᠦᠪᠡ

ᠬᠥᠪ + ᠊ᠪᠡ = ᠬᠥᠪᠪᠦᠪᠡ ᠭᠡᠬᠦ ᠮᠡᠲᠦ᠃

③ «ᠦᠬᠦ» ᠭᠡᠰᠡᠨ ᠦᠭᠡ ᠲᠡᠢ ᠢᠯᠭᠠᠬᠤ ᠶᠢᠨ ᠲᠥᠯᠦᠭᠡ «ᠥᠭ» ᠭᠡᠳᠡᠭ ᠦᠭᠡ ᠶᠢᠨ ᠬᠣᠢᠢᠨ᠎ᠠ ᠬᠤᠪᠢᠯᠭᠠᠭᠴᠢ ᠭᠡᠢᠢᠭᠦᠯᠦᠭᠴᠢ ᠪᠡᠷ ᠡᠬᠢᠯᠡᠭᠰᠡᠨ ᠳᠠᠭᠠᠪᠤᠷᠢ ᠵᠠᠯᠭᠠᠬᠤ ᠳᠤ ᠬᠣᠯᠪᠤᠬᠤ ᠡᠭᠡᠰᠢᠭ᠌ ᠢ ᠨᠢ «᠊ᠭᠦ᠊» ᠪᠡᠷ ᠪᠢᠴᠢᠳᠡᠭ᠃ ᠵᠢᠱᠢᠶᠡᠯᠡᠪᠡᠯ :

ᠥᠭ + ᠊ᠨ = ᠥᠭᠭᠦᠨ

ᠥᠭ + ᠊ᠭᠡᠳ = ᠥᠭᠭᠦᠭᠡᠳ

ᠥᠭ + ᠊ᠯ᠎ᠡ = ᠥᠭᠭᠦᠯ᠎ᠡ

ᠥᠭ + ᠊ᠭ᠍ᠰᠡᠨ = ᠥᠭᠭᠦᠭᠰᠡᠨ ᠭᠡᠬᠦ ᠮᠡᠲᠦ᠃

ᠡᠰᠡ ᠬᠤᠪᠢᠯᠭᠠᠭᠴᠢ(ᠬᠣᠯᠪᠤᠬᠤ ᠡᠭᠡᠰᠢᠭ᠌ ᠣᠷᠤᠬᠤ ᠴᠢᠬᠤᠯᠠ ᠦᠭᠡᠢ) ᠳᠠᠭᠠᠪᠤᠷᠢ «᠊ᠬᠦᠯ᠎ᠡ᠂ ᠊ᠬᠦᠯᠡᠷ» ᠵᠡᠷᠭᠡ ᠶᠢ «ᠥᠭ» ᠦᠨ ᠬᠣᠢᠢᠨ᠎ᠠ ᠵᠠᠯᠭᠠᠬᠤ ᠳᠤ ᠳᠤᠮᠳᠠ ᠨᠢ «ᠭᠦ» ᠵᠢᠭᠢᠷᠢᠭ᠌ᠯᠡᠳᠡᠭ᠃ ᠵᠢᠱᠢᠶᠡᠯᠡᠪᠡᠯ :

ᠥᠭ + ᠊ᠬᠦᠯ᠎ᠡ = ᠥᠭᠭᠦᠬᠦᠯ᠎ᠡ

ᠥᠭ + ᠊ᠬᠦᠯᠡᠷ = ᠥᠭᠭᠦᠬᠦᠯᠡᠷ ᠭᠡᠬᠦ ᠮᠡᠲᠦ᠃

ᠠᠯᠮᠠᠰ ᠺᠣᠮᠫᠠᠨᠢ
email : mongol@almas.co.jp
tel : +81-3-5688-2081
fax : +81-3-5688-2082