ᠮᠣᠩᠭᠣᠯ ᠪᠢᠴᠢᠭ᠌

ᠡᠷᠢᠶ᠎ᠡ  

ᠠᠪᠢᠶ᠎ᠠ ᠭᠡᠭᠡᠭᠳᠡᠬᠦ ᠦᠵᠡᠭᠳᠡᠯ

ᠮᠣᠩᠭᠤᠯ ᠦᠰᠦᠭ ᠦᠨ ᠵᠥᠪ ᠪᠢᠴᠢᠯᠭᠡ ᠶᠢᠨ ᠳᠦᠷᠢᠮ ᠳᠦ᠂ ᠦᠭᠡ ᠶᠢᠨ ᠦᠨᠳᠦᠰᠦᠨ ᠳᠦ ᠳᠠᠭᠠᠪᠤᠷᠢ ᠵᠠᠯᠭᠠᠬᠤ ᠳᠤ ᠵᠠᠷᠢᠮ ᠦᠭᠡ ᠶᠢᠨ ᠡᠴᠦᠰ ᠦᠨ ᠠᠪᠢᠶ᠎ᠠ ᠨᠢ ᠭᠡᠭᠡᠭᠳᠡᠳᠡᠭ᠂ ᠡᠭᠦᠨ ᠢ ᠠᠪᠢᠶ᠎ᠠ ᠭᠡᠭᠡᠭᠳᠡᠬᠦ ᠦᠵᠡᠭᠳᠡᠯ ᠭᠡᠨ᠎ᠡ᠃

① «᠊ᠨ(n)» ᠶᠢᠡᠷ ᠲᠡᠭᠦᠰᠦᠭᠰᠡᠨ ᠦᠭᠡ ᠶᠢᠨ ᠬᠣᠢᠢᠨ᠎ᠠ ᠵᠠᠷᠢᠮ ᠳᠠᠭᠠᠪᠤᠷᠢ ᠶᠢ ᠵᠠᠯᠭᠠᠬᠤ ᠳᠤ «᠊ᠨ(n)» ᠨᠢ ᠭᠡᠭᠡᠭᠳᠡᠳᠡᠭ᠃ ᠵᠢᠱᠢᠶᠡᠯᠡᠪᠡᠯ : ᠰᠠᠢᠢᠨ - ᠰᠠᠢᠢᠳ᠂ ᠣᠯᠠᠨ - ᠣᠯᠠᠭᠤᠯᠠ᠂ ᠴᠠᠭᠠᠨ - ᠴᠠᠭᠠᠪᠤᠷ᠂ ᠬᠥᠮᠦᠨ - ᠬᠥᠮᠦᠰ ᠭᠡᠬᠦ ᠮᠡᠲᠦ᠃

② ᠵᠠᠷᠢᠮ ᠦᠢᠯᠡ ᠦᠭᠡ ᠶᠢᠨ ᠬᠣᠢᠢᠨ᠎ᠠ ᠲᠡᠮᠳᠡᠭ ᠦᠭᠡ ᠪᠦᠲᠦᠭᠡᠬᠦ ᠳᠠᠭᠠᠪᠤᠷᠢ «᠊ᠬᠠᠢ᠂ ᠊ᠬᠡᠢ» ᠶᠢ ᠵᠠᠯᠭᠠᠬᠤ ᠳᠤ ᠦᠭᠡ ᠶᠢᠨ ᠡᠴᠦᠰ ᠦᠨ «ᠠ(a)᠂ᠡ(e)» ᠨᠢ ᠭᠡᠭᠡᠭᠳᠡᠳᠡᠭ᠃ ᠵᠢᠱᠢᠶᠡᠯᠡᠪᠡᠯ : ᠪᠠᠯᠠᠷᠠ - ᠪᠠᠯᠠᠷᠬᠠᠢ᠂ ᠬᠠᠭᠠᠷᠠ - ᠬᠠᠭᠠᠷᠬᠠᠢ᠂ ᠨᠡᠪᠲᠡᠷᠡ - ᠨᠡᠪᠲᠡᠷᠬᠡᠢ᠂ ᠢᠯᠡᠷᠡ - ᠢᠯᠡᠷᠬᠡᠢ ᠭᠡᠬᠦ ᠮᠡᠲᠦ᠃

③ ᠭᠡᠢᠢᠭᠦᠯᠦᠭᠴᠢ «᠊ᠷ(r)᠂ ᠊ᠯ(l)᠂ ᠊ᠩ(ng)᠂ ᠊ᠭ(g)» ᠶᠢᠡᠷ ᠲᠡᠭᠦᠰᠦᠭᠰᠡᠨ ᠵᠠᠷᠢᠮ ᠦᠭᠡᠨ ᠳᠦ ᠵᠠᠷᠢᠮ ᠳᠠᠭᠠᠪᠤᠷᠢ ᠶᠢ ᠵᠠᠯᠭᠠᠬᠤ ᠳᠤ «᠊ᠷ(r)᠂ ᠊ᠯ(l)᠂ ᠊ᠩ(ng)᠂ ᠊ᠭ(g)» ᠨᠢ ᠭᠡᠭᠡᠭᠳᠡᠳᠡᠭ᠃ ᠵᠢᠱᠢᠶᠡᠯᠡᠪᠡᠯ : ᠬᠣᠶᠠᠷ - ᠬᠣᠶᠠᠭᠤᠯᠠ᠂ ᠲᠦᠰᠢᠮᠡᠯ - ᠲᠦᠰᠢᠮᠡᠳ᠂ ᠬᠦᠷᠡᠩ - ᠬᠦᠷᠡᠭᠴᠢ᠂ ᠣᠮᠤᠭ - ᠣᠮᠤᠷᠬ᠎ᠠ ᠭᠡᠬᠦ ᠮᠡᠲᠦ᠃

ᠡᠭᠦᠨ ᠡᠴᠡ ᠭᠠᠳᠠᠨ᠎ᠠ᠂ ᠤᠷᠲᠤ ᠡᠭᠡᠰᠢᠭ᠌ «ᠤ᠋ᠤ» ᠪᠠᠷ ᠲᠡᠭᠦᠰᠦᠭᠰᠡᠨ ᠦᠭᠡ ᠶᠢᠨ ᠳᠠᠷᠠᠭ᠎ᠠ ᠳᠠᠭᠠᠪᠤᠷᠢ ᠵᠠᠯᠭᠠᠬᠤ ᠳᠤ ᠰᠡᠭᠦᠯᠴᠢ ᠶᠢᠨ «᠊ᠤ» ᠨᠢ ᠭᠡᠭᠡᠭᠳᠡᠳᠡᠭ᠃ ᠵᠢᠱᠢᠶᠡᠯᠡᠪᠡᠯ : ᠳᠠᠭᠤᠤ - ᠳᠠᠭᠤᠯᠠ᠂ ᠬᠦᠵᠦᠭᠦᠦ - ᠬᠦᠵᠦᠭᠦᠳᠡ ᠭᠡᠬᠦ ᠮᠡᠲᠦ᠃ ᠬᠣᠣᠰ ᠡᠭᠡᠰᠢᠭ᠌ «᠊ᠠᠢ(ai)» ᠪᠠᠷ ᠲᠡᠭᠦᠰᠦᠭᠰᠡᠨ ᠵᠠᠷᠢᠮ ᠦᠭᠡ ᠶᠢᠨ ᠬᠣᠢᠢᠨ᠎ᠠ ᠣᠯᠠᠨ ᠲᠣᠭᠠᠨ ᠤ ᠳᠠᠭᠠᠪᠤᠷᠢ «᠊ᠳ(d)᠂᠊ᠰ(s)» ᠢ ᠵᠠᠯᠭᠠᠪᠠᠯ «ᠢ᠋(i)» ᠨᠢ ᠭᠡᠭᠡᠭᠳᠡᠳᠡᠭ᠃ ᠵᠢᠱᠢᠶᠡᠯᠡᠪᠡᠯ : ᠨᠣᠬᠠᠢ - ᠨᠣᠬᠠᠳ᠂ ᠨᠣᠬᠠᠢ - ᠨᠣᠬᠠᠰ ᠭᠡᠬᠦ ᠮᠡᠲᠦ᠃

ᠠᠯᠮᠠᠰ ᠺᠣᠮᠫᠠᠨᠢ
email : mongol@almas.co.jp
tel : +81-3-5688-2081
fax : +81-3-5688-2082