ᠮᠣᠩᠭᠣᠯ ᠪᠢᠴᠢᠭ᠌

ᠡᠷᠢᠶ᠎ᠡ  
ᠪᠤᠴᠠᠬᠤ
‌Windows
ᠤᠷᠠᠯᠢᠭ ᠲᠢᠭ᠌᠁᠁᠁᠁ ᠪᠠᠭᠤᠯᠭᠠᠶ᠎ᠠ
    ᠠᠷᠭ᠎ᠠ : ᠪᠠᠭᠤᠯᠭᠠᠭᠰᠠᠨ ᠲᠢᠭ᠌ ᠶᠢᠡᠨ C:\Windows\fonts ᠳᠣᠣᠷ᠎ᠠ ᠲᠠᠯᠪᠢᠨ᠎ᠠ᠃
    XP ᠬᠡᠷᠡᠭᠯᠡᠵᠤ ᠪᠠᠢᠢᠪᠠᠯ ᠳᠣᠣᠷᠠᠬᠢ ᠰᠣᠹᠲ ᠶᠢ ᠣᠷᠤᠭᠤᠯᠬᠤ ᠴᠢᠬᠤᠯᠠᠲᠠᠢ᠃ ᠰᠠᠭᠤᠯᠭᠠᠬᠤ ᠠᠷᠭ᠎ᠠ ᠨᠢ readme.txt ᠹᠠᠢᠢᠯ ᠢ ᠦᠵᠡᠭᠡᠷᠡᠢ᠃ ᠪᠠᠭᠤᠯᠭᠠᠶ᠎ᠠ

‌Mac OS X
ᠤᠷᠠᠯᠢᠭ ᠲᠢᠭ᠌᠁᠁᠁᠁ ᠪᠠᠭᠤᠯᠭᠠᠶ᠎ᠠ
    ᠠᠷᠭ᠎ᠠ : ᠪᠠᠭᠤᠯᠭᠠᠭᠰᠠᠨ ᠲᠢᠭ᠌ ᠶᠢᠡᠨ ~Library/Fonts ᠳᠣᠣᠷ᠎ᠠ ᠲᠠᠯᠪᠢᠨ᠎ᠠ᠃
    ᠳᠠᠬᠢᠨ login ᠬᠢᠬᠦ ᠴᠢᠬᠤᠯᠠᠲᠠᠢ᠃

‌ᠪᠢ ᠮᠣᠩᠭᠣᠯ ᠬᠦᠮᠦᠨ
  ᠴ ᠂ ᠴᠢᠮᠡᠳ
ᠠᠷᠠᠭᠠᠯ ᠤᠨ ᠤᠲᠤᠭ᠎ᠠ ᠪᠣᠷᠭᠢᠯᠤᠭᠰᠠᠨ
ᠮᠠᠯᠴᠢᠨ ᠤ ᠭᠡᠷ ᠲᠦ ᠲᠥᠷᠦᠭᠰᠡᠨ ᠪᠢ
ᠠᠲᠠᠷ ᠬᠡᠭᠡᠷ᠎ᠡ ᠨᠤᠲᠤᠭ ᠢᠢᠡᠨ
ᠥᠯᠦᠭᠡᠢ ᠮᠢᠨᠢ ᠭᠡᠵᠦ ᠪᠣᠳᠤᠳᠠᠭ
ᠴᠡᠩᠬᠡᠷ ᠮᠠᠨᠠᠨ ᠰᠤᠭᠤᠨᠠᠭᠯᠠᠭᠰᠠᠨ
ᠠᠯᠤᠰ ᠤᠨ ᠪᠠᠷ᠎ᠠ ᠶᠢ ᠰᠢᠷᠲᠡᠭᠡᠳ
ᠴᠡᠯᠡᠭᠡᠷ ᠰᠠᠢᠢᠬᠠᠨ ᠨᠤᠲᠤᠭ ᠢᠶᠡᠨ
ᠰᠡᠳᠭᠢᠯ ᠪᠠᠬᠠᠳᠤᠨ ᠬᠠᠷᠠᠬᠤ ᠳᠤ
ᠦᠯᠢᠶᠡᠵᠦ ᠪᠠᠢᠢᠭ᠎ᠠ ᠰᠠᠯᠬᠢ ᠨᠢ
ᠦᠨᠦᠰᠦᠭᠡᠳ ᠪᠠᠢᠢᠭ᠎ᠠ ᠴᠤ ᠶᠣᠮ ᠰᠢᠭ
ᠥᠷᠥᠰᠢᠶᠡᠯᠲᠦ ᠡᠵᠢ ᠢᠢᠨ ᠮᠢᠨᠢ ᠭᠠᠷ
ᠢᠯᠪᠢᠭᠡᠳ ᠪᠠᠢᠢᠭ᠎ᠠ ᠴᠤ ᠶᠣᠮ ᠰᠢᠭ
ᠡᠨᠡᠷᠢᠩᠭᠦᠢ ᠰᠠᠢᠢᠬᠠᠨ ᠰᠠᠨᠠᠭᠳᠠᠬᠤ ᠳᠤ
ᠡᠯᠢᠭᠡ ᠵᠢᠷᠦᠬᠡ ᠮᠢᠨᠢ ᠳᠣᠭᠳᠣᠯᠵᠣ
ᠬᠣᠣᠰ ᠦᠭᠡᠢ ᠪᠠᠶᠠᠷ ᠤᠨ ᠨᠢᠯᠪᠤᠰᠤ
ᠬᠣᠶᠠᠷ ᠨᠢᠳᠦ ᠶᠢ ᠮᠢᠨᠢ ᠪᠦᠷᠬᠦᠳᠡᠭ
ᠦᠷᠭᠡᠨ ᠰᠠᠢᠢᠬᠠᠨ ᠨᠤᠲᠤᠭ ᠤᠨ ᠢᠢᠡᠨ
ᠡᠪᠴᠢᠭᠦᠨ ᠳᠡᠭᠡᠷ᠎ᠡ ᠨᠢ ᠲᠥᠷᠥᠭᠡᠳ
ᠦᠨᠢᠷ ᠠᠭᠤᠳᠠᠮ ᠲᠠᠯ᠎ᠠ ᠢᠢᠨ ᠢᠢᠡᠨ
ᠥᠩᠭᠡᠲᠦ ᠠᠮᠢᠳᠤᠷᠠᠯ ᠤᠨ ᠲᠥᠯᠥᠭᠡ
ᠠᠮᠢ ᠪᠡᠶ᠎ᠡ ᠪᠡᠨ ᠵᠣᠷᠢᠭᠤᠯᠳᠠᠭ
ᠠᠷᠢᠭᠤᠨ ᠨᠠᠨᠳᠢᠨ ᠵᠠᠩᠰᠢᠯ ᠲᠠᠢ
ᠡᠪᠦᠭᠡᠳ ᠬᠥᠭᠰᠢᠳ ᠳᠡᠭᠡᠳᠦᠰ ᠤᠨ ᠮᠢᠨᠢ
ᠦᠷ᠎ᠡ ᠪᠡᠨ ᠭᠡᠵᠦ ᠨᠠᠢᠢᠳᠠᠭᠠᠳ
ᠦᠯᠡᠳᠡᠭᠡᠵᠦ ᠨᠠᠳᠠ ᠳᠤ ᠥᠭᠭᠦᠭᠰᠡᠨ
ᠦᠨᠢᠷ ᠮᠣᠩᠭᠣᠯ ᠣᠷᠣᠨ ᠤ
ᠨᠠᠷᠠ ᠨᠢ ᠨᠠᠮᠠᠢᠢ ᠭᠡᠢᠢᠭᠦᠯᠵᠦ
ᠨᠠᠷᠢᠨ ᠰᠠᠯᠬᠢ ᠨᠢ ᠦᠯᠢᠶᠡᠵᠦ
ᠨᠠᠮᠢᠷᠠᠭ᠎ᠠ ᠬᠤᠷ᠎ᠠ ᠨᠢ ᠲᠡᠵᠢᠭᠡᠵᠦ
ᠨᠠᠢᠢᠷᠲᠠᠢ ᠰᠠᠢᠢᠬᠠᠨ ᠣᠷᠣᠨ ᠮᠢᠨᠢ
ᠨᠠᠳᠠ ᠲᠠᠢ ᠬᠣᠪᠢ ᠨᠢᠭᠡᠲᠡᠢ ᠪᠠᠢᠢᠳᠠᠭ ᠲᠤᠯᠠ
ᠤᠨᠠᠭᠰᠠᠨ ᠡᠨᠡ ᠨᠤᠲᠤᠭ ᠢᠢᠡᠨ ᠪᠢ
ᠥᠪᠡᠷ ᠦᠨ ᠪᠡᠶ᠎ᠡ ᠰᠢᠭ᠌ ᠬᠠᠢᠢᠷᠠᠯᠠᠵᠤ
ᠤᠭᠢᠶᠠᠭᠰᠠᠨ ᠲᠤᠩᠭᠠᠯᠠᠭ ᠮᠦᠷᠡᠨ ᠢᠢᠡᠨ ᠪᠢ
ᠡᠬᠡ ᠢᠢᠨ ᠰᠦ᠋ ᠰᠢᠭ᠌ ᠰᠠᠨᠠᠳᠠᠭ
ᠡᠨᠡ ᠨᠤᠲᠤᠭ ᠲᠠᠭᠠᠨ ᠪᠢ ᠡᠵᠡᠨ ᠨᠢ ᠶᠣᠮ
ᠡᠩᠭᠦᠷᠡᠢᠢᠯᠡᠯ ᠳᠦ ᠨᠢ ᠥᠰᠦᠭᠰᠡᠨ ᠬᠦᠦ ᠨᠢ ᠶᠣᠮ
ᠢᠷᠡᠭᠡᠳᠦᠢ ᠶᠢ ᠨᠢ ᠲᠥᠮᠡᠨ ᠲᠠᠢ ᠪᠡᠨ ᠪᠣᠰᠬᠠᠯᠴᠠᠬᠤ
ᠶᠡᠭᠡ ᠡᠭᠦᠷᠭᠡ ᠬᠦᠯᠢᠶᠡᠭᠰᠡᠨ ᠶᠣᠮ
ᠬᠡᠷᠪᠡ ᠬᠦᠮᠦᠨ ᠡᠭᠡ ᠣᠷᠣᠨ ᠢᠢᠡᠨ
ᠬᠠᠮᠤᠭ ᠡᠴᠡ ᠦᠨᠡᠲᠡᠢ ᠭᠡᠳᠡᠭ ᠪᠣᠯ
ᠬᠡᠭᠡᠷ᠎ᠡ ᠲᠠᠯ᠎ᠠ ᠨᠤᠲᠤᠭ ᠢᠢᠡᠨ
ᠶᠠᠭᠤ ᠡᠴᠡ ᠴᠤ ᠢᠯᠡᠭᠦᠦ ᠰᠠᠨᠠᠳᠠᠭ ᠪᠣᠯ
ᠠᠵᠢᠯᠯᠠᠬᠤ ᠬᠥᠳᠡᠯᠬᠦ ᠪᠦᠷᠢ ᠳᠡᠭᠡᠨ
ᠠᠷᠠᠳ ᠲᠥᠮᠡᠨ ᠦ ᠪᠡᠨ ᠲᠥᠯᠥᠭᠡ ᠪᠣᠯ
ᠠᠯᠬᠤᠬᠤ ᠭᠢᠰᠭᠢᠬᠦ ᠪᠣᠯᠭᠠᠨ ᠳᠠᠭᠠᠨ
ᠠᠤᠭ᠎ᠠ ᠣᠷᠣᠨ ᠤ ᠪᠡᠨ ᠲᠥᠯᠦᠭᠡ ᠪᠣᠯ
ᠠᠯᠲᠠᠨ ᠰᠢᠷᠣᠢ ᠤᠷᠤᠭᠤ ᠪᠡᠨ ᠳᠠᠭᠠᠷᠢᠭᠰᠠᠨ
ᠠᠲᠠᠭᠠᠲᠠᠨ ᠤ ᠬᠣᠣᠷᠲᠤ ᠰᠣᠮᠤ ᠶᠢ
ᠠᠶᠤᠰᠢ ᠰᠢᠭ ᠴᠡᠭᠡᠵᠢ ᠪᠡᠷ ᠢᠢᠡᠨ ᠲᠠᠭᠯᠠᠨ
ᠠᠮᠢ ᠪᠡᠨ ᠥᠭᠬᠦ ᠡᠴᠡ ᠪᠣᠴᠠᠬᠤ ᠦᠭᠡᠢ ᠪᠣᠯ
ᠡᠨᠡ ᠬᠦᠮᠦᠨ ᠮᠣᠩᠭᠣᠯ ᠬᠦᠮᠦᠨ
ᠡᠬᠡ ᠣᠷᠣᠨ ᠳᠠᠭᠠᠨ ᠬᠠᠢᠢᠷᠠᠲᠠᠢ ᠬᠦᠮᠦᠨ
ᠡᠨᠡ ᠬᠠᠢᠢᠷ᠎ᠠ ᠨᠢ ᠮᠣᠩᠭᠤᠯᠴᠤᠳ ᠲᠤ
ᠡᠷᠲᠡᠨ ᠡᠴᠡ ᠬᠡᠪᠰᠢᠭ᠍ᠰᠡᠨ ᠬᠠᠢᠢᠷ᠎ᠠ ᠭᠡᠨ᠎ᠡ
ᠪᠢ ᠮᠣᠩᠭᠣᠯ ᠬᠦᠮᠦᠨ ᠪᠣᠯᠬᠣᠷ
ᠪᠢᠲᠤᠷᠶ᠎ᠠ ᠨᠤᠲᠤᠭ ᠤᠨ ᠢᠢᠡᠨ ᠲᠥᠯᠥᠭᠡ
ᠠᠮᠢ ᠪᠡᠶ᠎ᠡ᠂ ᠪᠦᠬᠦ ᠨᠠᠰᠤ ᠪᠡᠨ
ᠠᠪᠴᠤ ᠪᠠᠢᠢᠭ᠎ᠠ ᠠᠮᠢᠰᠬᠤᠭ᠎ᠠ ᠪᠡᠨ
ᠣᠷᠭᠢᠯᠵᠤ ᠪᠠᠢᠢᠭ᠎ᠠ ᠵᠣᠷᠢᠭ ᠢᠢᠡᠨ
ᠠᠯᠢ ᠶᠢ ᠨᠢ ᠴᠤ ᠬᠠᠢᠢᠷᠠᠯᠠᠯ ᠦᠭᠡᠢ ᠵᠣᠷᠢᠭᠤᠯᠤᠨ᠎ᠠ
ᠲᠥᠷᠦᠯᠬᠢ ᠨᠤᠲᠤᠭ ᠢᠢᠡᠨ ᠭᠡᠢᠢᠭᠦᠯᠦᠭᠰᠡᠨ
ᠨᠠᠷᠠᠨ ᠤ ᠲᠤᠶᠠᠭᠠᠨ ᠳᠤ ᠬᠠᠢᠢᠷᠠᠲᠠᠢ ᠪᠢ
ᠲᠥᠪᠰᠢᠨ ᠲᠠᠯ᠎ᠠ ᠳᠠᠭᠠᠨ ᠴᠤᠤᠷᠢᠶᠠᠳᠤᠭᠰᠠᠨ
ᠡᠭᠡᠰᠢᠭ᠍ᠲᠦ ᠲᠠᠭᠤᠨ ᠳᠤ ᠳᠤᠷᠠᠲᠠᠢ ᠪᠢ
ᠬᠠᠨᠠᠭᠠᠷ ᠴᠢᠯᠦᠭᠡᠲᠦ ᠨᠤᠲᠤᠭ ᠶᠢᠡᠨ
ᠬᠠᠷᠠᠬᠤ ᠳᠣᠲᠣᠮ ᠢᠢᠡᠨ ᠪᠠᠶᠠᠰᠴᠤ ᠪᠠᠢᠢᠨ᠎ᠠ
ᠬᠠᠯᠠᠭᠤᠨ ᠠᠮᠢ ᠪᠡᠨ ᠲᠦᠢᠬᠦ ᠦᠭᠡᠢ
ᠵᠢᠳᠭᠦᠬᠦ ᠵᠣᠷᠢᠭ ᠨᠡᠮᠡᠭᠳᠡᠵᠦ ᠪᠠᠢᠢᠨ᠎ᠠ᠃
ᠠᠯᠮᠠᠰ ᠺᠣᠮᠫᠠᠨᠢ
email : mongol@almas.co.jp
tel : +81-3-5688-2081
fax : +81-3-5688-2082